गाने
[Verse 1]
ᠤᠷᠭᠤᠬᠤ ᠨᠠᠷᠠᠨ ᠮᠦᠰᠢᠶᠡᠨ ᠪᠠᠢᠨᠠ
ᠤᠷᠮᠠ ᠵᠣᠷᠢᠭ ᠢ᠋ᠶ᠋ᠠᠨ ᠬᠥᠪᠴᠢᠯᠡᠵᠦ ᠲᠠ ᠮᠢᠨᠢ
ᠤᠶᠠᠩᠭᠠ ᠡᠭᠡᠰᠢᠭ ᠢ᠋ᠶ᠋ᠡᠷ ᠲᠠᠯᠠ ᠪᠠᠨ ᠪᠠᠶᠠᠰᠬᠠᠨ
ᠤᠷᠠᠨ ᠴᠡᠭᠴᠡᠦᠬᠡᠢ ᠰᠢᠭ ᠲᠠᠭᠤᠯᠠᠭᠠᠴᠢ ᠲᠠ ᠮᠢᠨᠢ
[Verse 2]
ᠢᠨᠢᠶᠡᠵᠦ ᠤᠭᠲᠤᠭᠠᠷᠠᠢ ᠰᠢᠨᠡ ᠡᠳᠤᠷ ᠢ᠋ᠶ᠋ᠠᠨ
ᠢᠲᠡᠭᠡᠯ ᠬᠦᠰᠡᠯ ᠢ᠋ᠶ᠋ᠡᠷ ᠢ᠋ᠶ᠋ᠡᠨ ᠵᠢᠭᠦᠷᠯᠡᠭᠡᠷᠠᠢ
ᠢᠨᠢᠶᠡᠵᠦ ᠤᠭᠲᠤᠭᠠᠷᠠᠢ ᠰᠢᠨᠡ ᠡᠳᠤᠷ ᠢ᠋ᠶ᠋ᠠᠨ
ᠢᠲᠡᠭᠡᠯ ᠬᠦᠰᠡᠯ ᠢ᠋ᠶ᠋ᠡᠷ ᠢ᠋ᠶ᠋ᠡᠨ ᠵᠢᠭᠦᠷᠯᠡᠭᠡᠷᠠᠢ
[Verse 3]
ᠨᠠᠮᠤᠭᠤᠬᠠᠨ ᠥᠷᠯᠦᠭᠡ ᠲᠤᠶᠠᠭᠠᠷᠠᠨ ᠪᠠᠢᠨᠠ
ᠨᠠᠭᠠᠰᠢ ᠪᠠᠨ ᠬᠠᠷᠠ ᠮᠦᠰᠢᠶᠡᠭᠡᠴᠢ ᠲᠠ ᠮᠢᠨᠢ
ᠨᠠᠢᠷ ᠬᠠᠢᠷᠠ ᠪᠠᠷ ᠬᠣᠷᠸᠠ ᠪᠠᠨ ᠪᠠᠶᠠᠰᠬᠠᠨ
ᠨᠠᠷᠭᠢᠨ ᠴᠡᠩᠭᠡᠨ ᠪᠠᠢᠵᠤ ᠪᠦᠵᠢᠭᠡᠯᠡᠭᠡᠴᠢ ᠲᠠ ᠮᠢᠨᠢ
[Verse 4]
ᠢᠨᠢᠶᠡᠵᠦ ᠤᠭᠲᠤᠭᠠᠷᠠᠢ ᠰᠢᠨᠡ ᠡᠳᠤᠷ ᠢ᠋ᠶ᠋ᠠᠨ
ᠢᠲᠡᠭᠡᠯ ᠬᠦᠰᠡᠯ ᠢ᠋ᠶ᠋ᠡᠷ ᠢ᠋ᠶ᠋ᠡᠨ ᠵᠢᠭᠦᠷᠯᠡᠭᠡᠷᠠᠢ
ᠢᠨᠢᠶᠡᠵᠦ ᠤᠭᠲᠤᠭᠠᠷᠠᠢ ᠰᠢᠨᠡ ᠡᠳᠤᠷ ᠢ᠋ᠶ᠋ᠠᠨ
ᠢᠲᠡᠭᠡᠯ ᠬᠦᠰᠡᠯ ᠢ᠋ᠶ᠋ᠡᠷ ᠢ᠋ᠶ᠋ᠡᠨ ᠵᠢᠭᠦᠷᠯᠡᠭᠡᠷᠠᠢ
[Verse 5]
ᠠᠵᠡᠲᠠᠢ ᠡᠳᠣᠷ ᠴᠩᠭᠡᠷᠯᠡᠨ ᠪᠠᠢᠨᠠ
ᠠᠮᠤᠭᠤᠯᠠᠩ ᠰᠠᠢᠬᠠᠨ ᠵᠢᠷᠭᠠᠭᠠᠴᠢ ᠲᠠ ᠮᠢᠨᠢ
ᠠᠶᠠᠰ ᠤ᠋ᠨ ᠰᠠᠯᠬᠢ ᠪᠠᠷ ᠰᠡᠳᠭᠢᠯ ᠢ᠋ᠶ᠋ᠡᠨ ᠠᠷᠢᠭᠤᠰᠭᠠᠨ
ᠠᠯᠢᠶᠠᠬᠠᠨ ᠬᠡᠦᠬᠡᠳ ᠰᠢᠩ ᠲᠤᠭᠯᠠᠭᠠᠴᠢ ᠲᠠ ᠮᠢᠨᠢ
[Verse 6]
ᠢᠨᠢᠶᠡᠵᠦ ᠤᠭᠲᠤᠭᠠᠷᠠᠢ ᠰᠢᠨᠡ ᠡᠳᠤᠷ ᠢ᠋ᠶ᠋ᠠᠨ
ᠢᠲᠡᠭᠡᠯ ᠬᠦᠰᠡᠯ ᠢ᠋ᠶ᠋ᠡᠷ ᠢ᠋ᠶ᠋ᠡᠨ ᠵᠢᠭᠦᠷᠯᠡᠭᠡᠷᠠᠢ
ᠢᠨᠢᠶᠡᠵᠦ ᠤᠭᠲᠤᠭᠠᠷᠠᠢ ᠰᠢᠨᠡ ᠡᠳᠤᠷ ᠢ᠋ᠶ᠋ᠠᠨ
ᠢᠲᠡᠭᠡᠯ ᠬᠦᠰᠡᠯ ᠢ᠋ᠶ᠋ᠡᠷ ᠢ᠋ᠶ᠋ᠡᠨ ᠵᠢᠭᠦᠷᠯᠡᠭᠡᠷᠠᠢ
ᠢᠨᠢᠶᠡᠵᠦ ᠤᠭᠲᠤᠭᠠᠷᠠᠢ ᠰᠢᠨᠡ ᠡᠳᠤᠷ ᠢ᠋ᠶ᠋ᠠᠨ
ᠢᠲᠡᠭᠡᠯ ᠬᠦᠰᠡᠯ ᠢ᠋ᠶ᠋ᠡᠷ ᠢ᠋ᠶ᠋ᠡᠨ ᠵᠢᠭᠦᠷᠯᠡᠭᠡᠷᠠᠢ
Written by: 李品瀚, 烏日更